ᠶᠠᠫᠤᠨ ᠤᠯᠤᠰ ᠲᠤ ᠣᠷᠤᠰᠢᠨ ᠰᠠᠭᠤᠵᠤ ᠪᠠᠢᠢᠭ᠎ᠠ
            ᠪᠦᠬᠦ ᠭᠠᠳᠠᠭᠠᠳᠤ ᠶᠢᠨ ᠢᠷᠭᠡᠳ ᠤᠨ ᠠᠩᠬᠠᠷᠤᠯ ᠳᠤ

2012 ᠣᠨ ᠦ 7 ᠰᠠᠷᠠᠢ᠋ᠨ 9 ᠡᠴᠡ ᠡᠬᠢᠯᠡᠨ
    ᠣᠷᠤᠰᠢᠨ ᠰᠠᠭᠤᠬᠤ ᠬᠠᠮᠢᠶᠠᠷᠤᠯᠲᠠ ᠶᠢᠨ ᠰᠢᠰᠲ᠋ᠧᠮ ᠢ ᠰᠢᠨᠡᠴᠢᠯᠡᠵᠦ ᠪᠠᠢᠢᠭ᠎ᠠ ᠲᠠᠢ ᠬᠣᠯᠪᠤᠭᠳᠠᠭᠤᠯᠤᠨ 《 ᠣᠷᠤᠰᠢᠨ ᠰᠠᠭᠤᠭᠴᠢ ᠶᠢᠨ ᠺᠠᠷᠲ 》 ᠢ᠋ ᠬᠡᠷᠡᠭᠯᠡᠵᠦ ᠡᠬᠢᠯᠡᠬᠦ ᠪᠦᠭᠡᠳ ᠭᠠᠳᠠᠭᠠᠳᠤ ᠶᠢᠨ ᠢᠷᠭᠡᠨ ᠦ ᠪᠦᠷᠢᠳᠬᠡᠯ ᠤᠨ ᠳᠦᠷᠢᠮ ᠪᠤᠶᠤ ᠭᠠᠳᠠᠭᠠᠳᠤ ᠢᠷᠭᠡᠨ ᠦ ᠪᠦᠷᠢᠳᠭᠡᠯ ᠤᠨ ᠭᠡᠷᠡᠴᠢ ᠶᠢ ᠬᠡᠷᠡᠭᠯᠡᠭᠡᠨ ᠡᠴᠡ ᠭᠠᠷᠭᠠᠬᠤ ᠪᠣᠯᠤᠨ᠎ᠠ᠃

《 ᠣᠷᠤᠰᠢᠨ ᠰᠠᠭᠤᠭᠴᠢ ᠶᠢᠨ ᠺᠠᠷᠲ 》

ᠬᠠᠮᠢᠶᠠᠷᠤᠭᠳᠠᠬᠤ ᠡᠲᠡᠭᠡᠳ: ᠶᠠᠫᠤᠨ ᠤᠯᠤᠰ ᠲᠤ 3 ᠰᠠᠷ᠎ᠠ ᠡᠴᠡ ᠢᠯᠡᠭᠦᠦ ᠬᠤᠭᠤᠴᠠᠭ᠎ᠠ ᠪᠠᠷ ᠣᠷᠤᠰᠢᠨ ᠰᠠᠭᠤᠬᠤ ᠡᠷᠭᠡ ᠪᠦᠬᠦᠢ ᠭᠠᠳᠠᠭᠠᠳᠤ ᠶᠢᠨ ᠢᠷᠭᠡᠳ ᠲᠤ ᠣᠯᠭᠤᠬᠤ ᠪᠣᠯᠤᠨ᠎ᠠ᠃
    ᠂ ᠲᠦᠷ ᠵᠠᠭᠤᠷ᠎ᠠ ᠶᠢᠨ ᠦᠯᠡᠳᠡᠬᠦ ᠡᠷᠭᠡ᠂ ᠭᠠᠳᠠᠭᠠᠳᠤ ᠬᠠᠷᠢᠯᠴᠠᠭ᠎ᠠ ᠪᠤᠶᠤ ᠠᠯᠪᠠᠨ ᠶᠣᠰᠤᠨ ᠪᠠᠷ ᠦᠯᠡᠳᠡᠬᠦ ᠡᠷᠭᠡ ᠲᠠᠢ ᠬᠦᠮᠦᠰ ᠲᠤ ᠣᠯᠭᠤᠬᠤ ᠦᠭᠡᠢ᠃
    ᠂ ᠪᠠᠢᠢᠩᠭᠤ ᠣᠷᠤᠰᠢᠨ ᠰᠠᠭᠤᠬᠤ ᠲᠤᠰᠬᠠᠢ ᠡᠷᠬᠡ ᠲᠠᠢ ᠬᠦᠮᠦᠰ ᠲᠤ ᠪᠣᠯ᠂ ᠣᠷᠤᠰᠢᠨ ᠰᠠᠭᠤᠭᠴᠢ ᠶᠢᠨ ᠺᠠᠷᠲ ᠤᠨ ᠣᠷᠤᠨ ᠳᠤ ᠣᠷᠤᠰᠢᠨ ᠰᠠᠭᠤᠬᠤ ᠲᠤᠰᠬᠠᠢ ᠡᠷᠬᠡ ᠶᠢᠨ ᠭᠡᠷᠡᠴᠢᠯᠡᠯᠭᠡ ᠣᠯᠭᠤᠨ᠎ᠠ᠃

ᠲᠡᠮᠳᠡᠭᠯᠡᠬᠦ ᠠᠭᠤᠯᠭ᠎ᠠ: ᠲᠤᠰ ᠦᠨᠡᠮᠯᠡᠯ ᠤᠨ ᠺᠠᠷᠲ᠋ᠠᠨ ᠳᠤ ᠴᠡᠭᠡᠵᠢ ᠵᠢᠷᠤᠭ ᠡᠴᠡ ᠥᠭᠡᠷ᠎ᠡ᠂ ᠣᠪᠤᠭ ᠨᠡᠷ᠎ᠡ᠂ ᠤᠯᠤᠰ ᠣᠷᠤᠨ᠂ ᠲᠥᠷᠦᠭᠰᠡᠨ ᠡᠳᠦᠷ᠂ ᠬᠦᠢᠰᠦ᠂ ᠣᠷᠤᠰᠢᠨ ᠰᠠᠭᠤᠬᠤ ᠡᠷᠭᠡ᠂ ᠣᠷᠤᠰᠢᠨ ᠰᠠᠭᠤᠬᠤ ᠬᠤᠭᠤᠴᠠᠭ᠎ᠠ᠂ ᠠᠵᠢᠯᠯᠠᠬᠤ ᠡᠷᠬᠡ ᠲᠠᠢ ᠡᠰᠡᠭᠦ ᠵᠡᠷᠭᠡ ᠮᠡᠳᠡᠭᠡᠯᠡᠯ ᠢ ᠪᠠᠭᠳᠠᠭᠠᠨ᠎ᠠ᠃

ᠬᠦᠴᠦᠨ ᠲᠠᠢ ᠬᠤᠭᠤᠴᠠᠭ᠎ᠠ:
 16 ᠡᠴᠡ ᠳᠡᠭᠡᠭᠰᠢ ᠨᠠᠰᠤᠲᠠᠢ 16 ᠡᠴᠡ ᠳᠣᠷᠤᠭᠰᠢ ᠨᠠᠰᠤᠲᠠᠢ
ᠪᠠᠢᠢᠩᠭᠤ ᠣᠷᠤᠰᠢᠨ ᠰᠠᠭᠤᠭᠴᠢᠳ ᠣᠯᠭᠤᠭᠰᠠᠨ ᠡᠳᠦᠷ ᠡᠴᠡ 7 ᠵᠢᠯ 16 ᠨᠠᠰᠤᠨ ᠦ ᠲᠥᠷᠦᠭᠰᠡᠨ ᠡᠳᠦᠷ ᠬᠦᠷᠲᠡᠯ᠎ᠡ
ᠪᠠᠢᠢᠩᠭᠤ ᠣᠷᠤᠰᠢᠨ ᠰᠠᠭᠤᠭᠴᠢᠳ ᠡᠴᠡ ᠪᠤᠰᠤᠳ ᠪᠠᠢᠢᠬᠤ ᠬᠤᠭᠤᠴᠠᠭ᠎ᠠ ᠳᠠᠭᠤᠰᠬᠤ ᠬᠦᠷᠲᠡᠯ᠎ᠡ ᠪᠠᠢᠢᠬᠤ ᠬᠤᠭᠤᠴᠠᠭ᠎ᠠ ᠳᠠᠭᠤᠰᠬᠤ ᠡᠰᠡᠪᠡᠯ 16 ᠨᠠᠰᠤᠨ ᠦ ᠲᠥᠷᠦᠭᠰᠡᠨ ᠡᠳᠦᠷ ᠬᠣᠶᠠᠷ ᠤᠨ ᠠᠯᠢ ᠲᠦᠷᠦᠭᠦᠯᠬᠦ ᠬᠦᠷᠲᠡᠯ᠎ᠡ ᠨᠢ

ᠣᠯᠭᠤᠬᠤ ᠭᠠᠵᠠᠷ:
    ᠂ ᠣᠷᠤᠨ ᠨᠤᠲᠤᠭ ᠲᠤ ᠪᠠᠢᠢᠭ᠎ᠠ ᠤᠯᠤᠰ ᠲᠤ ᠣᠷᠤᠬᠤ ᠬᠠᠮᠢᠶᠠᠷᠤᠯᠲᠠ ᠶᠢᠨ ᠭᠠᠵᠠᠷ: ᠣᠷᠤᠰᠢᠨ ᠰᠠᠭᠤᠭᠴᠢ ᠶᠢᠨ ᠺᠠᠷᠲ ᠢ 2012 ᠣᠨ ᠦ 7 ᠰᠠᠷᠠᠢᠢᠨ 9 ᠡᠴᠡ ᠡᠬᠢᠯᠡᠨ ᠨᠠᠷᠢᠲ᠋ᠠ᠂ ᠬᠠᠨᠡᠳᠠ᠂ ᠴᠢᠶᠤᠪᠤ᠂ ᠺᠠᠨᠰᠠᠢ ᠵᠡᠷᠭᠡ ᠨᠢᠰᠭᠡᠯ ᠤᠨ ᠪᠠᠭᠤᠳᠠᠯ ᠤᠳ ᠲᠤ᠂ ᠳᠤᠮᠲᠠ ᠪᠣᠯᠤᠨ ᠤᠳᠠᠭᠠᠨ ᠬᠤᠭᠤᠴᠠᠭ᠎ᠠ ᠪᠠᠷ ᠣᠷᠤᠰᠢᠨ ᠰᠠᠭᠤᠬᠤ ᠵᠥᠪᠰᠢᠶᠡᠷᠡᠯ ᠲᠠᠢ ᠢᠷᠭᠡᠳ ᠲᠤ ᠣᠯᠭᠤᠵᠤ ᠡᠬᠢᠯᠡᠨ᠎ᠡ᠃ ᠬᠠᠷᠢᠨ ᠡᠳᠡᠭᠡᠷ ᠡᠴᠡ ᠪᠤᠰᠤᠳ ᠬᠢᠯᠢ ᠪᠠᠷ ᠣᠷᠤᠵᠤ ᠭᠠᠷᠴᠤ ᠪᠠᠢᠢᠭ᠎ᠠ ᠢᠷᠭᠡᠳ ᠲᠤ ᠣᠷᠤᠰᠢᠨ ᠰᠠᠭᠤᠭᠴᠢ ᠶᠢᠨ ᠺᠠᠷᠲ ᠢ ᠨᠢ ᠶᠠᠫᠤᠨ ᠤᠯᠤᠰ ᠲᠤ ᠣᠷᠤᠵᠤ ᠢᠷᠡᠬᠦ ᠦᠶ᠎ᠡ ᠳᠤ ᠪᠦᠷᠢᠳᠬᠡᠭᠦᠯᠦᠭᠰᠡᠨ ᠬᠠᠶᠢᠭ ᠶᠢᠡᠷ ᠨᠢ ᠲᠤᠬᠠᠢ ᠶᠢᠨ ᠬᠣᠲᠠ ᠶᠢᠨ ᠪᠦᠷᠢᠳᠭᠡᠯ ᠤᠨ ᠭᠠᠵᠠᠷ ᠡᠴᠡ ᠨᠢ ᠪᠠᠲᠤᠯᠭᠠᠲᠠᠢ ᠰᠢᠦᠳᠡᠨ ᠶᠢᠡᠷ ᠶᠠᠪᠤᠭᠤᠯᠤᠨ᠎ᠠ᠃ ᠨᠠᠷᠢᠨ ᠪᠠᠢᠢᠳᠠᠯ ᠢ ᠪᠣᠯ᠂ ᠣᠷᠤᠨ ᠨᠤᠲᠤᠭ ᠲᠤ ᠪᠠᠢᠢᠭ᠎ᠠ ᠤᠯᠤᠰ ᠲᠤ ᠣᠷᠤᠬᠤ ᠬᠠᠮᠢᠶᠠᠷᠤᠯᠲᠠ ᠶᠢᠨ ᠲᠣᠪᠴᠢᠶ᠎ᠠ᠂ ᠰᠠᠯᠪᠤᠷᠢ ᠲᠣᠪᠴᠢᠶ᠎ᠠ ᠡᠰᠡᠪᠡᠯ ᠪᠦᠷᠢᠳᠭᠡᠯ ᠤᠨ ᠭᠠᠵᠠᠷ ᠡᠴᠡ ᠯᠠᠪᠯᠠᠭᠠᠷᠠᠢ᠃

ᠬᠡᠵᠢᠶ᠎ᠡ ᠭᠠᠳᠠᠭᠠᠳᠤ ᠶᠢᠨ ᠢᠷᠭᠡᠨ ᠦ ᠪᠦᠷᠢᠳᠭᠡᠯ ᠤᠨ ᠭᠡᠷᠡᠴᠢ ᠪᠠᠨ ᠣᠷᠤᠰᠢᠨ ᠰᠠᠭᠤᠭᠴᠢ ᠶᠢᠨ ᠺᠠᠷᠲ ᠶᠢᠡᠷ ᠰᠣᠯᠢᠬᠤ ᠪᠣᠢ ?
    ᠂ ᠣᠷᠤᠰᠢᠨ ᠰᠠᠭᠤᠭᠴᠢ ᠶᠢᠨ ᠺᠠᠷᠲ ᠢ ᠣᠯᠭᠤᠲᠠᠯ᠎ᠠ ᠲᠣᠭᠲᠠᠭᠰᠠᠨ ᠬᠤᠭᠤᠴᠠᠭᠠᠨ ᠳᠤ ᠭᠠᠳᠠᠭᠠᠳᠤ ᠢᠷᠭᠡᠨ ᠦ ᠪᠦᠷᠢᠳᠭᠡᠯ ᠤᠨ ᠭᠡᠷᠡᠴᠢ ᠶᠢ ᠭᠡᠷᠡᠭᠯᠡᠵᠦ ᠪᠠᠢᠢᠵᠤ ᠪᠣᠯᠬᠤ ᠮᠥᠷᠳᠡᠭᠡᠨ ᠣᠷᠤᠰᠢᠨ ᠰᠠᠭᠤᠭᠴᠢ ᠶᠢᠨ ᠺᠠᠷᠲ ᠲᠠᠢ ᠠᠳᠠᠯᠢ ᠵᠣᠷᠢᠯᠭ᠎ᠠ ᠪᠠᠷ ᠠᠰᠢᠭᠯᠠᠵᠤ ᠪᠠᠢᠢᠵᠤ ᠪᠣᠯᠤᠨ᠎ᠠ᠃ ᠵᠠᠪᠠᠯ ᠰᠢᠭᠤᠳ ᠣᠷᠤᠰᠢᠨ ᠰᠠᠭᠤᠭᠴᠢ ᠶᠢᠨ ᠺᠠᠷᠲ ᠪᠠᠨ ᠠᠪᠬᠤ ᠱᠠᠭᠠᠷᠳᠠᠯᠠᠭ᠎ᠠ ᠦᠭᠡᠢ ᠭᠡᠰᠡᠨ ᠦᠭᠡ᠃
    ᠂ ᠣᠷᠤᠰᠢᠨ ᠰᠠᠭᠤᠬᠤ ᠬᠤᠭᠤᠴᠠᠭ᠎ᠠ ᠪᠠᠨ ᠰᠤᠩᠭᠠᠭᠤᠯᠬᠤ ᠦᠶ᠎ᠡ ᠳᠤ᠂ ᠤᠯᠤᠰ ᠲᠤ ᠣᠷᠤᠬᠤ ᠬᠠᠮᠢᠶᠠᠷᠤᠯᠲᠠ ᠶᠢᠨ ᠭᠠᠵᠠᠷ ᠡᠴᠡ ᠰᠢᠨ᠎ᠡ ᠪᠠᠷ ᠣᠷᠤᠰᠢᠨ ᠰᠠᠭᠤᠭᠴᠢ ᠶᠢᠨ ᠺᠠᠷᠲ ᠢ ᠣᠯᠭᠤᠨ᠎ᠠ᠃
    ᠂ 16 ᠪᠤᠶᠤ ᠲᠡᠭᠦᠨ ᠡᠴᠡ ᠳᠡᠭᠡᠭᠰᠢ ᠨᠠᠰᠤᠲᠠᠢ ᠪᠠᠢᠢᠩᠭᠤ ᠣᠷᠤᠰᠢᠨ ᠰᠠᠭᠤᠭᠴᠢᠳ 2015 ᠣᠨ ᠦ 7 ᠰᠠᠷᠠᠢᠢᠨ 8 ᠬᠦᠷᠲᠡᠯ᠎ᠡ*᠂ ᠬᠠᠷᠢᠨ 16 ᠡᠴᠡ ᠳᠣᠷᠤᠭᠰᠢ ᠨᠠᠰᠤᠨ ᠦ ᠪᠠᠢᠢᠩᠭᠤ ᠣᠷᠤᠰᠢᠨ ᠰᠠᠭᠤᠭᠴᠢᠳ 2015 ᠣᠨ ᠦ 7 ᠰᠠᠷᠠᠢᠢᠨ 8 ᠶᠤᠮ ᠤᠤ ᠡᠰᠡᠪᠡᠯ 16 ᠨᠠᠰᠤᠨ ᠦ ᠪᠠᠨ ᠲᠥᠷᠦᠭᠰᠡᠨ ᠡᠳᠦᠷ ᠬᠣᠶᠠᠷ ᠤᠨ ᠠᠯᠢ ᠲᠦᠷᠦᠭᠦᠨ ᠦ ᠡᠳᠦᠷ ᠬᠦᠷᠲᠡᠯ᠎ᠡ ᠣᠷᠤᠰᠢᠨ ᠰᠠᠭᠤᠭᠴᠢ ᠶᠢᠨ ᠺᠠᠷᠲ ᠶᠢᠡᠨ ᠰᠣᠯᠢᠭᠰᠠᠨ ᠪᠠᠢᠢᠬᠤ ᠱᠠᠭᠠᠷᠳᠠᠯᠠᠭ᠎ᠠ ᠲᠠᠢ᠃
    * ᠠᠩᠬᠠᠷᠠᠭᠤᠯᠬᠤ ᠨᠢ: ᠲᠤᠰᠬᠠᠢ ᠠᠵᠢᠯᠯᠠᠭᠠᠨ ᠦ ᠣᠷᠤᠰᠢᠨ ᠰᠠᠭᠤᠬᠤ ᠡᠷᠭᠡ ᠪᠠᠷ 4 ᠵᠢᠯ ᠡᠰᠡᠪᠡᠯ 5 ᠵᠢᠯ ᠤᠨ ᠬᠤᠭᠤᠴᠠᠭ᠎ᠠ ᠪᠠᠷ ᠣᠷᠤᠰᠢᠨ ᠰᠠᠭᠤᠬᠤ ᠬᠦᠮᠦᠰ ᠴᠦ ᠭᠡᠰᠡᠨ 2015 ᠣᠨ ᠦ 7 ᠰᠠᠷᠠᠢᠢᠨ 8 ᠡᠴᠡ ᠡᠮᠦᠨ᠎ᠡ ᠣᠷᠤᠰᠢᠨ ᠰᠠᠭᠤᠭᠴᠢ ᠶᠢᠨ ᠺᠠᠷᠲ ᠢ ᠰᠣᠯᠢᠨ ᠠᠪᠤᠭᠰᠠᠨ ᠪᠠᠢᠢᠬᠤ ᠱᠠᠭᠠᠷᠳᠠᠯᠠᠭ᠎ᠠ ᠲᠠᠢ᠃

ᠬᠢᠯᠪᠠᠷ ᠪᠣᠯᠬᠤ ᠵᠦᠢᠯ:
    ᠂ ᠫᠠᠰᠫᠣᠷᠲ ᠪᠣᠯᠤᠨ ᠣᠷᠤᠰᠢᠨ ᠰᠠᠭᠤᠭᠴᠢ ᠶᠢᠨ ᠺᠠᠷᠲ ᠲᠠᠢ ᠢᠷᠭᠡᠳ ᠨᠢᠭᠡ ᠵᠢᠯ ᠤᠨ ᠳᠣᠲᠤᠷ᠎ᠠ ᠶᠠᠫᠤᠨ ᠳᠤ ᠡᠷᠬᠢᠨ ᠢᠷᠡᠬᠦ ᠪᠤᠶᠤ ᠪᠠᠢᠢᠵᠤ ᠪᠣᠯᠬᠤ ᠵᠥᠪᠰᠢᠶᠡᠷᠡᠭᠳᠡᠭᠰᠡᠨ ᠬᠤᠭᠤᠴᠠᠭᠠᠨ ᠳᠠᠭᠠᠨ * ᠪᠤᠴᠠᠵᠤ ᠢᠷᠡᠬᠦ ᠳᠣᠬᠢᠶᠠᠯ ᠳᠤ ᠵᠠᠪᠠᠯ ᠳᠠᠬᠢᠨ ᠣᠷᠤᠬᠤ ᠵᠥᠪᠰᠢᠶᠡᠷᠡᠯ ᠢ ᠠᠪᠬᠤ ᠱᠠᠭᠠᠷᠳᠠᠯᠠᠭ᠎ᠠ ᠦᠭᠡᠢ᠃ ᠭᠡᠪᠡᠴᠦ᠂ ᠬᠦᠴᠦᠨ ᠲᠠᠢ ᠬᠤᠭᠤᠴᠠᠭᠠᠨ ᠳᠠᠭᠠᠨ ᠡᠷᠬᠢᠨ ᠣᠷᠤᠵᠤ ᠢᠷᠡᠬᠦ ᠦᠭᠡᠢ ᠪᠣᠯ ᠣᠷᠤᠰᠢᠨ ᠰᠠᠭᠤᠬᠤ ᠡᠷᠭᠡ ᠪᠠᠨ ᠠᠯᠳᠠᠬᠤ ᠪᠣᠯᠤᠨ᠎ᠠ᠃ ᠳᠠᠬᠢᠪᠠᠯ᠂ ᠬᠦᠴᠦᠨ ᠲᠠᠢ ᠬᠤᠭᠤᠴᠠᠭ᠎ᠠ ᠪᠠᠨ ᠤᠯᠤᠰ ᠤᠨ ᠭᠠᠳᠠᠭᠠᠳᠤ ᠪᠠᠢᠢᠬᠤ ᠳᠠᠭᠠᠨ ᠤᠷᠲᠤᠳᠬᠠᠵᠤ ᠳᠡᠢᠢᠯᠦᠬᠦ ᠦᠭᠡᠢ ᠶᠢ ᠠᠩᠬᠠᠷᠤᠭᠠᠷᠠᠢ᠃
    * ᠠᠩᠬᠠᠷᠠᠭᠤᠯᠬᠤ ᠨᠢ: ᠪᠠᠢᠢᠩᠭᠤ ᠣᠷᠤᠰᠢᠨ ᠰᠠᠭᠤᠬᠴᠢᠳ ᠪᠣᠯ᠂ 2 ᠵᠢᠯ ᠤᠨ ᠳᠣᠲᠤᠷ᠎ᠠ ᠬᠦᠴᠦᠨ ᠲᠠᠢ ᠶᠤᠮ᠃

ᠰᠠᠭᠤᠭᠠᠯᠢ ᠠᠷᠠᠳ ᠤᠨ ᠭᠡᠷᠡᠴᠢᠯᠡᠯᠭᠡ

    ᠣᠷᠤᠰᠢᠨ ᠰᠠᠭᠤᠭᠴᠢ ᠶᠢᠨ ᠺᠠᠷᠲ ᠪᠤᠶᠤ ᠪᠠᠢᠢᠩᠭᠤ ᠣᠷᠤᠰᠢᠨ ᠰᠠᠭᠤᠭᠴᠢ ᠶᠢᠨ ᠭᠡᠷᠡᠴᠢ ᠲᠠᠢ ᠬᠦᠮᠦᠰ ᠲᠤ ᠪᠣᠯ᠂ ᠰᠠᠭᠤᠵᠤ ᠪᠠᠢᠢᠭ᠎ᠠ ᠲᠤᠬᠠᠢ ᠶᠢᠨ ᠬᠣᠲᠠ ᠲᠣᠭᠣᠷᠢᠭ ᠡᠴᠡ᠂ ᠶᠠᠫᠤᠨ ᠬᠦᠮᠦᠨ ᠲᠠᠢ ᠠᠳᠠᠯᠢᠬᠠᠨ ᠰᠠᠭᠤᠭᠠᠯᠢ ᠠᠷᠠᠳ ᠤᠨ ᠭᠡᠷᠡᠴᠢᠯᠡᠯᠭᠡ ᠭᠠᠷᠭᠠᠵᠤ ᠥᠭᠬᠦ ᠪᠣᠯᠤᠨ᠎ᠠ᠃

ᠮᠡᠳᠡᠭᠡᠯᠡᠬᠦ ᠠᠭᠤᠯᠭ᠎ᠠ:
    ᠭᠠᠳᠠᠭᠠᠳᠤ ᠢᠷᠭᠡᠨ ᠦ ᠰᠠᠭᠤᠭᠠᠯᠢ ᠠᠷᠠᠳ ᠤᠨ ᠭᠡᠷᠡᠴᠢᠯᠡᠯᠭᠡᠨ ᠳᠤ᠂ ᠣᠪᠤᠭ ᠨᠡᠷ᠎ᠡ᠂ ᠲᠥᠷᠦᠭᠰᠡᠨ ᠣᠨ ᠰᠠᠷ᠎ᠠ ᠡᠳᠦᠷ᠂ ᠬᠦᠢᠰᠦ᠂ ᠬᠠᠶᠢᠭ ᠡᠴᠡ ᠭᠠᠳᠠᠨ᠎ᠠ᠂ ᠤᠯᠤᠰ ᠣᠷᠤᠨ᠂ ᠣᠷᠤᠰᠢᠨ ᠰᠠᠭᠤᠬᠤ ᠡᠷᠭᠡ᠂ ᠣᠷᠤᠰᠢᠨ ᠰᠠᠭᠤᠬᠤ ᠬᠤᠭᠤᠴᠠᠭ᠎ᠠ ᠵᠡᠷᠭᠡ ᠶᠢᠨ ᠮᠡᠳᠡᠭᠡᠯᠡᠯ ᠢ ᠪᠠᠭᠳᠠᠭᠠᠨ᠎ᠠ᠃

ᠰᠠᠭᠤᠭᠠᠯᠢ ᠠᠷᠠᠳ ᠤᠨ ᠭᠡᠷᠡᠴᠢᠯᠡᠯᠭᠡᠨ ᠦ ᠬᠠᠭᠤᠯᠪᠤᠷᠢ ᠶᠢ ᠠᠪᠬᠤ:
    ᠥᠪᠡᠷ ᠤᠨ ᠰᠠᠭᠤᠵᠤ ᠪᠠᠢᠢᠭ᠎ᠠ ᠲᠤᠬᠠᠢ ᠶᠢᠨ ᠬᠣᠲᠠ᠂ ᠲᠣᠭᠣᠷᠢᠭ ᠤᠨ ᠶᠢᠡᠨ ᠵᠠᠬᠢᠷᠭᠠᠨ ᠡᠴᠡ ᠶᠠᠫᠤᠨ ᠬᠦᠮᠦᠨ ᠲᠠᠢ ᠠᠳᠠᠯᠢᠬᠠᠨ ᠶᠢᠡᠷ ᠠᠪᠴᠤ ᠪᠣᠯᠤᠨ᠎ᠠ᠃


ᠳᠡᠯᠭᠡᠷᠡᠩᠭᠦᠢ ᠠᠭᠤᠯᠭ᠎ᠠ ᠶᠢ PDF ᠹᠠᠢᠢᠯ ᠶᠢᠡᠷ ᠲᠠᠲᠠᠵᠦ ᠪᠣᠯᠤᠨ᠎ᠠ᠃


         ᠤᠯᠤᠰ ᠲᠤ ᠣᠷᠤᠬᠤ ᠬᠠᠮᠢᠶᠠᠷᠤᠯᠲᠠ ᠶᠢᠨ ᠲᠣᠪᠴᠢᠶ᠎ᠠ ᠶᠢᠨ
         ᠰᠦᠯᠵᠢᠶᠡᠨ ᠡᠴᠡ ᠣᠷᠴᠢᠭᠤᠯᠤᠨ ᠪᠠᠭᠤᠯᠭᠠᠪᠠ᠃
    -------------- ᠨᠢᠭᠤᠷ ᠬᠠᠭᠤᠳᠠᠰᠤ --------------