2020 ᠣᠨ ᠦ ᠣᠯᠢᠨᠫᠢᠺ ᠲᠣᠣᠺᠢᠣ᠋ ᠳᠤ

    2013 ᠣᠨ ᠦ 9 ᠰᠠᠷᠠᠢᠢᠨ 7 ᠤ᠋ ᠣᠷᠣᠢ (ᠶᠠᠫᠤᠨ ᠦ ᠴᠠᠭ ᠶᠢᠡᠷ 8 ᠤ᠋ ᠥᠷᠯᠦᠭᠡ)᠂ ᠣᠯᠠᠨ ᠤᠯᠤᠰ ᠤᠨ ᠣᠯᠢᠨᠫᠢᠺ ᠤᠨ ᠬᠣᠷᠢᠶ᠎ᠠ (IOC) ᠵᠢᠨ ᠪᠤᠸᠡᠨᠣᠰ ᠠᠢᠢᠷᠡᠰ ᠬᠣᠲᠠᠨ (ᠠᠷᠭᠡᠨᠲ᠋ᠢᠨ ᠤᠯᠤᠰ ᠤᠨ) ᠳ᠋ᠡᠬᠢ ᠬᠤᠷᠠᠯ ᠳᠡᠭᠡᠷ᠎ᠡ᠂ 2020 ᠣᠨ ᠦ 32 ᠳ᠋ᠤᠭᠠᠷ ᠤᠳᠠᠭᠠᠨ ᠦ ᠵᠤᠨ ᠦ ᠤᠯᠠᠷᠢᠯ ᠤᠨ ᠣᠯᠢᠨᠫᠢᠺ ᠤᠨ ᠤᠷᠤᠯᠳᠤᠭᠠᠨ ᠢ ᠶᠠᠪᠤᠭᠳᠠᠭᠤᠯᠬᠤ ᠬᠣᠲᠠ ᠳᠤ ᠲᠣᠣᠺᠢᠣ᠋ ᠬᠣᠲᠠ ᠰᠤᠩᠭᠤᠭᠳᠠᠪᠠ᠃
    ᠲᠣᠣᠺᠢᠣ᠋ ᠬᠣᠲᠠᠨ ᠳᠤ᠂ 1964 ᠣᠨ ᠦ 18 ᠳ᠋ᠤᠭᠠᠷ ᠤᠳᠠᠭᠠᠨ ᠦ ᠣᠯᠢᠨᠫᠢᠺ ᠤᠨ ᠤᠷᠤᠯᠳᠤᠭᠠᠨ ᠢ ᠬᠢᠭᠰᠡᠨ ᠡᠴᠡ ᠠᠪᠤᠭᠠᠳ 56 ᠵᠢᠯ ᠤᠨ ᠳᠠᠷᠠᠭᠠᠬᠢ ᠬᠣᠶᠠᠳᠠᠬᠢ ᠤᠳᠠᠭᠠᠨ ᠤ ᠤᠷᠤᠯᠳᠤᠭᠠᠨ ᠪᠣᠯᠤᠨ᠎ᠠ᠃ ᠲᠣᠣᠺᠢᠣ᠋ ᠬᠣᠲᠠ ᠪᠣᠯ ᠠᠽᠢᠶ᠎ᠠ ᠳᠤ ᠬᠣᠶᠠᠳᠠᠬᠢ ᠤᠷᠤᠯᠳᠤᠭᠠᠨ ᠢ ᠬᠢᠭᠰᠡᠨ ᠠᠩᠬᠠᠨ ᠦ ᠬᠣᠲᠠ ᠪᠣᠯᠬᠤ ᠪᠣᠯᠤᠨ᠎ᠠ᠃ ᠲᠤᠰ ᠤᠷᠤᠯᠳᠤᠭᠠᠨ ᠨᠢ 7 ᠰᠠᠷᠠᠢᠢᠨ 24 ᠡᠴᠡ 8 ᠰᠠᠷᠠᠢᠢᠨ 9 ᠬᠦᠷᠲᠡᠯ᠎ᠡ ᠶᠠᠪᠤᠭᠳᠠᠬᠤ ᠪᠠᠷ ᠲᠥᠯᠦᠪᠯᠡᠵᠦ ᠪᠣᠢ᠃
    1972 ᠣᠨ ᠳᠤ ᠰᠠᠪᠫᠥᠷᠣ᠂ 1998 ᠣᠨ ᠳᠤ ᠨᠠᠭᠠᠨᠣ ᠳᠤ ᠶᠠᠪᠤᠭᠳᠠᠭᠰᠠᠨ ᠡᠪᠦᠯ ᠤᠨ ᠤᠯᠠᠷᠢᠯ ᠤᠨ ᠣᠯᠢᠨᠫᠢᠺ ᠤᠨ ᠤᠷᠤᠯᠳᠤᠭᠠᠨ ᠢ ᠪᠠᠭᠲᠠᠭᠠᠪᠠᠯ ᠶᠠᠫᠤᠨ ᠳᠡᠬᠢ ᠳᠦᠷᠪᠡᠳᠦᠭᠡᠷ ᠤᠳᠠᠭᠠᠨ ᠦ ᠤᠷᠤᠯᠳᠤᠭᠠᠨ ᠪᠣᠯᠤᠨ᠎ᠠ᠃




    -------------- ᠨᠢᠭᠤᠷ ᠬᠠᠭᠤᠳᠠᠰᠤ --------------